ᠬᠠᠪᠤᠷ ᠤᠨ ᠰᠢᠪᠠᠭᠤᠳ ᠨᠠᠮᠤᠷ ᠤᠨ ᠰᠢᠪᠠᠭᠤ ᠡᠴᠡ ᠪᠠᠨ ᠢᠯᠡᠭᠦᠦ   ᠬᠠᠶᠢᠷ᠎ᠠ ᠡᠨᠡᠷᠢᠯ ᠠᠪᠴᠢᠷᠠᠵᠤ ᠨᠠᠮᠠᠶᠢ ᠤᠶᠠᠷᠠᠭᠠᠬᠤ ᠶᠤᠮ   ᠬᠠᠪᠤᠷ ᠤᠨ ᠴᠡᠴᠡᠭᠡᠰ ᠨᠠᠮᠤᠷ ᠤᠨ ᠴᠡᠴᠡᠭ ᡂᠠ ᠡᠴᠡ ᠢᠯᠡᠭᠦᠦ ᠤᠴᠠᠷᠠᠯ ᠬᠦᠯᠢᠶᠡᠯᠲᠡ ᠠᠪᠴᠢᠷᠠᠵᠤ ᠨᠠᠮᠠᠶᠢ ᠰᠡᠷᠭᠦᠭᠡᠬᠦ ᠶᠤᠮ ᠠᠩᠬᠠᠨ ᠪ ᠪᠣᠷᠣᠭ᠎ᠠ ᠰᠡᠭᠦᠯᠴᠢ ᠵᠢᠨ ᠪᠣᠷᠣᠭᠠᠨ ᠡᠴᠡ ᠪᠠᠨ ᠢᠯᠡᠭᠦᠦ ᠬᠦᠰᠡᠯ ᠮᠥᠷᠥᠭᠡᠳᠦᠯ ᠠᠪᠴᠢᠷᠠᠵᠤ ᠨᠠᠮᠠᠶᠢ ᠠᠷᠢᠭᠤᠰᠬᠠᠬᠤ ᠶᠤᠮ ᠠᠩᠬᠠᠨ ᠪ ᠴᠠᠰᠤ ᠰᠡᠭᠦᠯᠴᠢ ᠵᠢᠨ ᠴᠠᠰᠤᠨ ᠡᠴᠡ ᠪᠠᠨ ᠢᠯᠡᠭᠦᠦ ᠢᠲᠡᠭᠡᠯ ᠬᠠᠶᠢᠷ᠎ᠠ ᠠᠪᠴᠢᠷᠠᠵᠤ ᠨᠠᠮᠠᠶᠢ ᠳᠠᠭᠤᠯᠠᠭᠤᠯᠬᠤ ᠶᠤᠮ ᠢᠷᠠᠵᠤ ᠪᠠᠶᠢᠭ᠎ᠠ ᠴᠢᠨᠦ ᠵᠠᠬᠢᠶ᠎ᠠ ᠵᠢ ᠤᠩᠰᠢᠭᠰᠠᠨ ᠶᠤᠮ ᠰᠢᠭ᠋ ᠬᠦᠯᠢᠶᠡᠬᠦ ᠮᠢᠨᠢ ᠵᠢᠷᠭᠠᠯ ᠢᠷᠠᠵᠤ ᠪᠠᠶᠢᠭ᠎ᠠ ᠴᠢᠨᠦ ᠵᠦᠭ ᠤᠷᠤᠭᠤ ᠣᠴᠢᠭᠰᠠᠨ ᠶᠤᠮ ᠰᠢᠭ᠋ ᠯᠡ ᠵᠡᠭᠦᠳᠦᠯᠡᠬᠦ ᠮᠢᠨᠢ ᠵᠢᠷᠭᠠᠯ ᠰᠠᠷᠠᠨ ᠪ ᠲᠤᠶᠠᠭ᠎ᠠ ᠨᠠᠷᠠ ᠲᠠᠢ ᠡᠳᠦᠷ ᠡᠴᠡ ᠢᠯᠡᠭᠦᠦ ᠴᠢᠮᠠᠶᠢ ᠪᠣᠳᠣᠬᠤ ᠦᠳᠡᠰᠢ ᠵᠢ ᠨᠠᠳᠠᠳᠤ ᠪᠡᠯᠡᠭᠯᠡᠬᠦ ᠶᠤᠮ ᠣᠳᠣᠳ ᠤᠨ ᠭᠡᠷᠡᠯ ᠰᠢᠭᠦᠳᠡᠷᠢ ᠵᠢᠨ ᠳᠤᠰᠤᠯ ᠡᠴᠡ ᠪᠠᠨ ᠢᠯᠡᠭᠦᠦ ᠪᠣᠯᠵᠣᠭ᠎ᠠ ᠬᠠᠶᠢᠷ᠎ᠠ ᠵᠦᠩᠨᠠᠵᠦ ᠰᠡᠳᠬᠢᠯ ᠳ᠋ᠦ ᠲᠣᠳᠣᠷᠠᠬᠤ ᠶᠤᠮ ᠢᠷᠠᠵᠤ ᠪᠠᠶᠢᠭ᠎ᠠ ᠴᠢᠨᠦ ᠵᠠᠬᠢᠶ᠎ᠠ ᠵᠢ ᠤᠩᠰᠢᠭᠰᠠᠨ ᠶᠤᠮ ᠰᠢᠭ᠋ ᠬᠦᠯᠢᠶᠡᠬᠦ ᠮᠢᠨᠢ ᠵᠢᠷᠭᠠᠯ ᠢᠷᠠᠵᠤ ᠪᠠᠶᠢᠭ᠎ᠠ ᠴᠢᠨᠦ ᠵᠦᠭ ᠤᠷᠤᠭᠤ ᠣᠴᠢᠭᠰᠠᠨ ᠶᠤᠮ ᠰᠢᠭ᠋ ᠯᠡ ᠵᠡᠭᠦᠳᠦᠯᠡᠬᠦ ᠮᠢᠨᠢ ᠵᠢᠷᠭᠠᠯ ᠢᠷᠠᠵᠤ ᠪᠠᠶᠢᠭ᠎ᠠ ᠴᠢᠨᠦ ᠵᠠᠬᠢᠶ᠎ᠠ ᠵᠢ ᠤᠩᠰᠢᠭᠰᠠᠨ ᠶᠤᠮ ᠰᠢᠭ᠋ ᠬᠦᠯᠢᠶᠡᠬᠦ ᠮᠢᠨᠢ ᠵᠢᠷᠭᠠᠯ ᠢᠷᠠᠵᠤ ᠪᠠᠶᠢᠭ᠎ᠠ ᠴᠢᠨᠦ ᠵᠦᠭ ᠤᠷᠤᠭᠤ ᠣᠴᠢᠭᠰᠠᠨ ᠶᠤᠮ ᠰᠢᠭ᠋ ᠯᠡ ᠵᠡᠭᠦᠳᠦᠯᠡᠬᠦ ᠮᠢᠨᠢ ᠵᠢᠷᠭᠠᠯ