作词 : Quiza/BonDoo 作曲 : Alagui 编曲 : Alagui 录音/后期 : Alagui 歌手 : Alagui x Yumbu ᠤᠯᠠᠭᠠᠨᠪᠠᠭᠠᠲᠤᠷ ᠤᠨ ᠭᠤᠳᠤᠮ ᠢᠶᠠᠷ ᠴᠠᠰᠤ ᠬᠠᠶᠠᠯᠠᠨ ᠪᠤᠳᠠᠷᠠᠨ ᠠ ᠵᠠᠮ ᠳ᠋ᠤ ᠮᠠᠰᠢᠨ ᠤᠳ ᠤᠷᠤᠰᠤᠨ ᠠ ᠵᠠᠯᠠᠭᠤ ᠬᠥᠭᠰᠢᠨ ᠦᠭᠡᠢ ᠬᠥᠮᠥᠨ ᠪᠦᠷ ᠯᠠ ᠶᠠᠭᠠᠷᠠᠭᠰᠠᠭᠠᠷ ᠺᠣᠹᠢ ᠪᠠᠨ ᠤᠤᠭᠤᠭᠰᠠᠭᠠᠷ ᠴᠢᠮ ᠠ ᠶ᠋ᠢ ᠪᠡᠨ ᠳᠤᠷᠠᠰᠤᠨ ᠠ ᠬᠣᠲᠠ ᠶ᠋ᠢᠨ ᠬᠠᠮᠢᠭ ᠠ ᠨᠢᠭᠡ ᠲᠠᠢ ᠰᠣᠨᠣᠰᠳᠠᠬᠤ ᠴᠢᠨᠤ ᠳᠠᠭᠤ ᠬᠣᠭᠣᠯᠠᠢ ᠶ᠋ᠢ ᠪᠣᠳᠣᠯ ᠳ᠋ᠤ ᠪᠠᠨ ᠰᠣᠨᠣᠰᠤᠨ ᠠ ᠴᠠᠭ ᠠᠭᠠᠷ ᠲᠤ ᠴᠠᠷᠴᠠᠬᠤ ᠮᠡᠲᠦ ᠮᠢᠨᠤ ᠬᠠᠶᠢᠷ ᠠ ᠴᠠᠭ ᠬᠤᠭᠤᠴᠠᠭ ᠠ ᠶ᠋ᠢ ᠮᠡᠳᠡᠷᠡᠭᠡ ᠦᠭᠡᠢ ᠠᠷᠪᠠᠨ ᠰᠠᠷ ᠠ ᠴᠣᠩᠬᠤ ᠪᠠᠷ ᠪᠢ ᠰᠢᠷᠲᠡᠨ ᠡ ᠡᠳᠦᠷᠵᠢᠨ ᠴᠢᠨᠤ ᠳᠦᠷᠢ ᠶ᠋ᠢ ᠬᠠᠷᠠᠵᠢᠨ ᠠ ᠴᠢᠨᠤ ᠵᠠᠮ ᠳᠠᠷᠳᠠᠩ ᠭᠡᠵᠦ ᠪᠢ ᠨᠠᠶᠢᠳᠠᠭᠰᠠᠭᠠᠷ ᠴᠢᠮᠡᠭᠡ ᠦᠭᠡᠶᠢᠬᠡᠨ ᠢᠷᠡᠭᠡᠳ ᠪᠤᠴᠠᠯ ᠠ ᠬᠦᠨᠳᠦᠯᠡᠭᠡᠳ ᠠᠭᠤᠯᠵᠠᠵᠤ ᠴᠢᠳᠠᠭᠰᠠᠨ ᠦᠭᠡᠢ ᠵᠣᠷᠢᠭ ᠮᠢᠨᠢ ᠬᠥᠷᠥᠭᠰᠡᠨ ᠦᠭᠡᠢ ᠵᠥᠭᠡᠭᠡᠭᠴᠢ ᠡᠶᠡᠯᠳᠡᠭ ᠢᠶ᠋ᠡᠷ ᠠᠰᠠᠭᠤᠨ ᠠ ᠵᠦᠭᠡᠷ ᠳᠠᠬᠢᠭᠠᠳ ᠨᠢᠭᠡ ᠳᠠᠷᠠᠰᠤ ᠤᠤᠭᠤᠨ ᠠ ᠤᠯᠠᠭᠠᠨᠪᠠᠭᠠᠲᠤᠷ ᠴᠢᠮ ᠠ ᠲᠠᠢ ᠬᠤᠨᠳᠠᠭ ᠠ ᠪᠠᠨ ᠲᠤᠯᠭᠠᠭᠠᠳ ᠬᠠᠶᠢᠷ ᠠ ᠪᠠᠨ ᠣᠷᠬᠢᠯ ᠠ ᠠᠶᠠᠨ ᠤ ᠵᠠᠮ ᠳ᠋ᠤ ᠪᠠᠨ ᠪᠢ ᠭᠠᠷᠤᠯ ᠠ ᠠᠬᠢᠭᠠᠳ ᠨᠢᠭᠡ ᠡᠳᠦᠷ ᠢ ᠪᠠᠷᠠᠯ ᠠ ᠬᠣᠯᠠ ᠶ᠋ᠢᠨ ᠵᠠᠮ ᠢ ᠲᠤᠭᠤᠯᠤᠭᠰᠠᠭᠠᠷ ᠬᠣᠲᠠ ᠳ᠋ᠤ ᠪᠠᠨ ᠢᠷᠡᠯ ᠡ ᠤᠯᠠᠭᠠᠨ ᠤᠳᠠ ᠶ᠋ᠢᠨ ᠭᠤᠳᠤᠮᠵᠢ ᠤᠯᠠᠮ ᠣᠯᠠᠨ ᠳᠤᠷᠠᠰᠤᠮᠵᠢ ᠠᠭᠤᠯᠵᠠᠭ ᠠ ᠦᠭᠡᠢ ᠤᠳᠠᠭᠰᠠᠨ ᠨᠠᠶᠢᠵᠠ ᠤᠳ ᠤᠨ ᠠᠭᠤᠯᠵᠠᠯᠳᠤᠬᠤ ᠨᠢ ᠪᠠᠭᠠᠰᠴᠤ ᠥᠭᠡᠷ ᠡ ᠵᠠᠮ ᠢ ᠰᠣᠩᠭᠤᠭᠰᠠᠨ ᠴᠠᠢ ᠪᠠᠨ ᠪᠢ ᠤᠤᠭᠤᠭᠰᠠᠭᠠᠷ ᠬᠡᠦᠬᠡᠳ ᠨᠠᠰᠤ ᠪᠠᠨ ᠳᠤᠷᠠᠰᠤᠨ ᠠ ᠡᠨᠡ ᠬᠣᠲᠠ ᠪᠠᠷ ᠳᠥᠭᠥᠷᠡᠩ ᠢᠨᠢᠶᠡᠭᠰᠡᠨ ᠲᠡᠷᠡ ᠳᠦᠷᠢ ᠵᠢᠷᠤᠭ ᠰᠡᠳᠭᠢᠯ ᠪᠠᠶᠠᠰᠬᠠᠨ ᠠ ᠨᠠᠶᠢᠵᠠ ᠤᠳ ᠮᠢᠨᠢ ᠬᠠᠮᠢᠭ ᠠ ᠪᠠᠶᠢᠨ ᠠ ᠨᠠᠶᠢᠵᠠ ᠮᠢᠨᠢ ᠴᠢ ᠬᠠᠮᠢᠭ ᠠ ᠪᠠᠶᠢᠨ ᠠ ᠬᠡᠦᠬᠡᠳ ᠨᠠᠰᠤ ᠮᠢᠨᠢ ᠬᠠᠮᠢᠭ ᠠ ᠪᠠᠶᠢᠨ ᠠ ᠴᠠᠭ ᠬᠤᠭᠤᠴᠠᠭ ᠠ ᠶᠠᠪᠤᠭᠰᠠᠭᠠᠷ ᠣᠯᠠᠨ ᠵᠢᠯ ᠦᠨ ᠳᠠᠷᠠᠭ ᠠ ᠴᠤ ᠬᠣᠲᠠ ᠮᠢᠨᠢ ᠶᠠᠭ ᠬᠡᠪ ᠢᠶ᠋ᠡᠷ ᠢᠶ᠋ᠡᠨ ᠨᠠᠶᠢᠵᠠ ᠤᠳ ᠮᠢᠨᠢ ᠬᠠᠮᠢᠭ ᠠ ᠪᠠᠶᠢᠨ ᠠ ᠨᠠᠶᠢᠵᠠ ᠮᠢᠨᠢ ᠴᠢ ᠬᠠᠮᠢᠭ ᠠ ᠪᠠᠶᠢᠨ ᠠ ᠬᠡᠦᠬᠡᠳ ᠨᠠᠰᠤ ᠮᠢᠨᠢ ᠬᠠᠮᠢᠭ ᠠ ᠪᠠᠶᠢᠨ ᠠ ᠴᠠᠭ ᠬᠤᠭᠤᠴᠠᠭ ᠠ ᠶᠠᠪᠤᠭᠰᠠᠭᠠᠷ ᠣᠯᠠᠨ ᠵᠢᠯ ᠦᠨ ᠳᠠᠷᠠᠭ ᠠ ᠴᠤ ᠬᠣᠲᠠ ᠮᠢᠨᠢ ᠶᠠᠭ ᠬᠡᠪ ᠢᠶ᠋ᠡᠷ ᠢᠶ᠋ᠡᠨ ᠬᠥᠬᠡᠬᠣᠲᠠ ᠶ᠋ᠢᠨ ᠭᠤᠳᠤᠮ ᠢᠶᠠᠷ ᠬᠥᠮᠥᠨ ᠳᠦᠭᠦᠷᠡᠩ ᠬᠣᠯᠬᠢᠨ ᠠ ᠬᠡᠦᠬᠡᠳ ᠦᠳ ᠨᠢ ᠲᠣᠭᠯᠠᠨ ᠠ ᠂ ᠬᠦᠭᠰᠢᠳᠦᠯ ᠨᠢ ᠵᠣᠭᠣᠭᠳᠠᠨ ᠠ ᠣᠯᠠᠨ ᠴᠠᠭ ᠤᠨ ᠠᠮᠢᠳᠤᠷᠠᠯ ᠶᠠᠮᠠᠷ ᠴᠤ ᠵᠠᠪ ᠦᠭᠡᠢ ᠣᠯᠠᠨ ᠣᠯᠠᠨ ᠦᠩᠭᠡᠷᠡᠯᠲᠡ ᠵᠠᠷᠢᠮ ᠳ᠋ᠤ ᠪᠠᠨ ᠪᠠᠰᠠ ᠲᠠᠪ ᠦᠭᠡᠢ ᠦᠨᠳᠦᠷ ᠪᠠᠶᠢᠰᠢᠩ ᠤᠨᠤᠳᠠᠭ ᠮᠠᠰᠢᠨ ᠲᠠᠢ ᠴᠤ ᠦᠨ ᠡ ᠴᠡᠨ ᠡ ᠭᠡᠵᠦ ᠦᠨᠡᠨ ᠳ᠋ᠦ ᠪᠡᠨ ᠶᠠᠭᠤ ᠶᠤᠮ ᠪᠣᠢ ᠂ ᠳᠡᠭᠦᠦ ᠮᠢᠨᠢ ᠸᠢᠴᠠᠲ ᠢᠶᠠᠷ ᠬᠠᠭᠠᠶ ᠠ ᠂ ᠸᠢᠴᠠᠲ ᠢᠶᠠᠷ ᠳᠠᠭᠠᠶ ᠠ ᠦᠢᠯᠡᠳᠦᠯ ᠲᠠᠢ ᠬᠡᠷᠡᠭᠵᠢᠭᠦᠯᠬᠦ ᠪᠡᠷ ᠤᠲᠠᠰᠤ ᠪᠠᠨ ᠬᠠᠶᠠ ᠬᠠᠭᠠᠶ ᠠ ᠰᠸᠮᠠᠷᠲ ᠬᠥᠮᠥᠨ ᠪᠣᠯᠬᠤ ᠪᠠᠷ ᠰᠸᠮᠠᠷᠲ ᠤᠲᠠᠰᠤ ᠪᠠᠷᠢᠬᠤ ᠦᠦ ᠡᠰᠡᠪᠡᠯ ᠴᠢ ᠦᠪᠡᠷ ᠦᠨ ᠢᠶ᠋ᠡᠷ ᠢᠶ᠋ᠡᠨ ᠡᠰᠡᠷᠭᠦ ᠰᠦᠷᠴᠦ ᠰᠡᠯᠢᠬᠦ ᠦᠦ ᠡᠷᠭᠢᠨ ᠲᠣᠭᠣᠷᠢᠨ ᠢᠶᠡᠨ ᠭᠠᠭᠴᠠ ᠬᠣᠷᠣᠮ ᠲᠠᠨᠢ ᠠᠮᠢᠳᠤ ᠬᠠᠷᠢᠯᠴᠠᠭ ᠠ ᠠᠨᠳᠠ ᠨᠦᠬᠦᠳ ᠦᠨ ᠦᠨ ᠡ ᠴᠡᠨ ᠡ ᠡᠨᠳᠡ ᠪᠠᠶᠢᠨ ᠠ ᠮᠢᠨᠤ ᠵᠢᠷᠦᠬᠡᠨ ᠡᠴᠡ ᠦᠨᠡᠨᠴᠢ ᠰᠡᠳᠭᠢᠯ - ᠨᠠᠳᠠ ᠲᠠᠢ ᠭᠠᠷ ᠪᠠᠷᠢ ᠮᠢᠨᠤ ᠬᠣᠲᠠ ᠮᠦᠩᠭᠡ ᠶ᠋ᠢᠨ ᠨᠣᠭᠣᠭᠠᠨ - ᠬᠠᠶᠢᠷ ᠠ ᠪᠠᠨ ᠪᠦᠦ ᠭᠡᠭᠡ ᠮᠢᠨᠤ ᠴᠢᠮ ᠠ ᠳ᠋ᠤ ᠥᠭᠬᠦ ᠬᠦᠨᠳᠦᠯᠡᠯ ᠶᠠᠩ ᠴᠢᠩ ᠪᠣᠯ ᠪᠢᠰᠢ ᠮᠢᠨᠤ ᠠᠨᠳᠠ ᠤᠳ ᠨᠠᠳᠠ ᠲᠠᠢ ᠬᠠᠮᠲᠤ ᠪᠦᠭᠦᠳᠡ ᠨᠢᠭᠡ ᠯᠠ ᠲᠡᠶᠢᠰᠢ ᠵᠥᠭᠡᠭᠡᠭᠴᠢ ᠡᠶᠡᠯᠳᠡᠭ ᠢᠶ᠋ᠡᠷ ᠠᠰᠠᠭᠤᠨ ᠠ ᠵᠦᠭᠡᠷ ᠳᠠᠬᠢᠭᠠᠳ ᠨᠢᠭᠡ ᠳᠠᠷᠠᠰᠤ ᠤᠤᠭᠤᠨ ᠠ ᠤᠯᠠᠭᠠᠨ ᠤᠳᠠ ᠴᠢᠮ ᠠ ᠲᠠᠢ ᠬᠤᠨᠳᠠᠭ ᠠ ᠪᠠᠨ ᠲᠤᠯᠭᠠᠭᠠᠳ ᠬᠣᠯᠠ ᠶ᠋ᠢ ᠪᠢ ᠵᠣᠷᠢᠯ ᠠ ᠠᠶᠠᠨ ᠤ ᠵᠠᠮ ᠳ᠋ᠤ ᠪᠠᠨ ᠪᠢ ᠭᠠᠷᠤᠯ ᠠ ᠠᠬᠢᠭᠠᠳ ᠨᠢᠭᠡ ᠡᠳᠦᠷ ᠢ ᠪᠠᠷᠠᠯ ᠠ ᠬᠣᠯᠠ ᠶ᠋ᠢᠨ ᠵᠠᠮ ᠢ ᠲᠤᠭᠤᠯᠤᠭᠰᠠᠭᠠᠷ ᠬᠣᠲᠠ ᠳ᠋ᠤ ᠪᠠᠨ ᠢᠷᠡᠯ ᠡ ᠬᠥᠬᠡᠬᠣᠲᠠ ᠶ᠋ᠢᠨ ᠭᠤᠳᠤᠮᠵᠢ ᠬᠦᠮᠦᠨ ᠳᠦᠭᠦᠷᠡᠩ ᠬᠣᠯᠬᠢᠪᠴᠢ ᠲᠠᠨᠢᠯ ᠨᠠᠶᠢᠵᠠ ᠨᠠᠳᠠ ᠳ᠋ᠤ ᠴᠥᠬᠡᠨ ᠴᠤ ᠳᠠᠩᠳᠠ ᠪᠦᠭᠡᠮ ᠵᠠᠪ ᠦᠭᠡᠢ ᠬᠦᠮᠦᠰ ᠬᠠᠮᠢᠭ ᠠ ᠰᠠᠢ ᠦᠭᠡᠢ ᠴᠠᠢ ᠪᠠᠨ ᠪᠢ ᠤᠤᠭᠤᠭᠰᠠᠭᠠᠷ ᠸᠢᠴᠠᠲ ᠢᠶᠡᠨ ᠬᠠᠷᠠᠭᠰᠠᠭᠠᠷ ᠡᠨᠡ ᠬᠣᠲᠠ ᠪᠠᠷ ᠳᠦᠭᠦᠷᠡᠩ ᠲᠡᠨᠦᠭᠰᠡᠨ ᠵᠢᠷᠤᠭ ᠱᠠᠷᠯᠠᠨ ᠭᠠᠭᠴᠠᠭᠠᠷᠳᠠᠯ ᠡᠴᠠ ᠵᠢᠭᠤᠲᠠᠭᠰᠠᠭᠠᠷ ᠣᠷᠣᠨ ᠵᠠᠢ ᠮᠢᠨᠢ ᠬᠠᠮᠢᠭ ᠠ ᠪᠠᠶᠢᠨ ᠠ ᠣᠷᠣᠨ ᠵᠠᠢ ᠮᠢᠨᠢ ᠬᠠᠮᠢᠭ ᠠ ᠪᠠᠶᠢᠨ ᠠ ᠣᠷᠣᠨ ᠵᠠᠢ ᠮᠢᠨᠢ ᠬᠠᠮᠢᠭ ᠠ ᠪᠠᠶᠢᠨ ᠠ ᠴᠠᠭ ᠬᠤᠭᠤᠴᠠᠭ ᠠ ᠬᠠᠮᠢᠭ ᠠ ᠪᠠᠶᠢᠨ ᠠ ᠴᠠᠭ ᠬᠤᠭᠤᠴᠠᠭ ᠠ ᠬᠠᠮᠢᠭ ᠠ ᠪᠠᠶᠢᠨ ᠠ ᠴᠠᠭ ᠬᠤᠭᠤᠴᠠᠭ ᠠ ᠬᠠᠮᠢᠭ ᠠ ᠪᠠᠶᠢᠨ ᠠ ᠣᠷᠣᠨ ᠵᠠᠢ ᠮᠢᠨᠢ ᠬᠠᠮᠢᠭ ᠠ ᠪᠠᠶᠢᠨ ᠠ ᠣᠷᠣᠨ ᠵᠠᠢ ᠮᠢᠨᠢ ᠬᠠᠮᠢᠭ ᠠ ᠪᠠᠶᠢᠨ ᠠ ᠣᠷᠣᠨ ᠵᠠᠢ ᠮᠢᠨᠢ ᠬᠠᠮᠢᠭ ᠠ ᠪᠠᠶᠢᠨ ᠠ ᠴᠠᠭ ᠬᠤᠭᠤᠴᠠᠭ ᠠ ᠬᠠᠮᠢᠭ ᠠ ᠪᠠᠶᠢᠨ ᠠ ᠴᠠᠭ ᠬᠤᠭᠤᠴᠠᠭ ᠠ ᠬᠠᠮᠢᠭ ᠠ ᠪᠠᠶᠢᠨ ᠠ ᠴᠠᠭ ᠬᠤᠭᠤᠴᠠᠭ ᠠ ᠬᠠᠮᠢᠭ ᠠ ᠪᠠᠶᠢᠨ ᠠ 歌词翻译 : TOD 歌词上传 : TOD ~