ᠦᠭᠡ᠄ ᠳ . ᠭᠠᠩᠪᠣᠯᠤᠳ ᠠᠶ᠎ᠠ᠄ ᠳ . ᠭᠠᠩᠪᠣᠯᠤᠳ ᠦᠨᠦᠴᠢᠨ ᠳᠡᠷ᠎ᠡ ᠳᠡᠭᠡᠷ᠎ᠡ ᠨᠣᠶ᠋ᠢᠷ ᠬᠤᠯᠵᠢᠭᠠᠳ ᠦᠨᠢ ᠶ᠋ᠢᠨ ᠢᠷᠡᠭᠡᠳᠦᠢ ᠶ᠋ᠢ ᠰᠡᠳᠭᠢᠨ ᠪᠠᠶ᠋ᠢᠬᠤ ᠳ᠋ᠤ᠌ ᠮᠢᠨᠢ ᠦᠪᠡᠷ ‍ᠤᠨ ᠡᠷᠬᠡ ᠦᠭᠡᠢ ᠴᠢ ᠮᠢᠨᠢ ᠪᠣᠳᠣᠭᠳᠠᠵᠤ ᠦᠷᠦ ᠵᠢᠷᠦᠬᠡ ᠮᠢᠨᠢ ᠴᠢᠮ᠎ᠠ ᠤᠷᠤᠭᠤ ᠲᠡᠮᠡᠦᠯᠦᠨ᠎ᠡ ᠴᠢᠮᠠᠢ ᠶ᠋ᠢ ᠪᠢ ᠰᠠᠨᠠᠨ ᠳᠤᠷᠠᠰᠴᠤ ᠴᠢᠨᠳᠠᠮᠤᠨᠢ ᠮᠡᠲᠦ ᠪᠡᠷ ᠬᠠᠶ᠋ᠢᠷᠠᠯᠠᠨ᠎ᠠ ᠭᠡᠵᠦ ᠬᠡᠨ ᠡᠴᠡ ᠴᠦ᠍ ᠳᠤᠲᠠᠬᠤ ᠦᠭᠡᠢ ᠰᠠᠶ᠋ᠢᠬᠠᠨ ᠠᠮᠢᠳᠤᠷᠠᠬᠤ ᠬᠡᠳᠦ ᠶ᠋ᠢᠨ ᠵᠣᠷᠢᠯᠭ᠎ᠠ ᠨᠠᠳᠠ ᠳ᠋ᠤ᠌ ᠪᠤᠢ ᠰᠢᠦ ᠪᠦᠰᠡᠭᠦᠢ ᠪᠢ ᠴᠢᠨᠢ ᠢᠩᠭᠢᠵᠦ ᠪᠣᠳᠣᠬᠤᠯᠠᠷ ᠪᠦᠯᠢᠶᠡᠨ ᠵᠢᠷᠦᠬᠡ ᠮᠢᠨᠢ ᠤᠶᠠᠷᠠᠨ ᠬᠠᠶ᠋ᠢᠯᠵᠤ ᠪᠤᠯᠪᠠᠷᠠᠢ ᠦᠷ᠎ᠡ ᠪᠡᠨ ᠲᠡᠪᠡᠷᠢᠨ ᠮᠦᠰᠢᠶᠡᠭᠰᠡᠭᠡᠷ ᠪᠦᠪᠡᠢ ᠶ᠋ᠢᠨ ᠳᠠᠭᠤᠤ ᠪᠠᠨ ᠠᠶᠠᠯᠠᠵᠤ ᠰᠠᠭᠤᠨ᠎ᠠ ᠪᠢ ᠴᠡᠷᠢᠭ ᠪᠢ ᠴᠢᠨᠢ ᠢᠩᠭᠢᠵᠦ ᠪᠣᠳᠣᠬᠤᠯᠠᠷ ᠴᠡᠭᠡᠵᠢᠨ ᠳᠣᠲᠣᠷ᠎ᠠ ᠮᠢᠨᠢ ᠭᠠᠯ ᠳᠦᠷᠡᠯᠵᠡᠭᠡᠳ ᠴᠡᠪᠡᠷ ᠰᠡᠳᠭᠢᠯ ‍ᠦᠨ ᠤᠶᠠᠭᠠᠰᠤ ᠠᠯᠳᠠᠭᠤᠷᠠᠵᠤ ᠴᠡᠷᠢᠭ ‍ᠦᠨ ᠬᠤᠸᠠᠷᠠᠨ ᠠ᠋ᠴᠠ ᠴᠢᠮ᠎ᠠ ᠤᠷᠤᠭᠤ ᠲᠡᠮᠡᠦᠯᠦᠨ᠎ᠡ ᠬᠠᠪᠤᠷ ‍ᠤᠨ ᠤᠯᠠᠷᠢᠯ ᠳᠥᠭᠥᠭᠰᠡᠨ ᠴᠦ᠍ ᠶᠤᠮ ‍ᠤᠤ ᠬᠠᠶ᠋ᠢᠷᠠᠲᠠᠢ ᠦᠷ᠎ᠡ ᠪᠡᠨ ᠰᠠᠨᠠᠭᠰᠠᠨ ᠴᠤ᠌ ᠶᠤᠮ ‍ᠤᠤ ᠬᠠᠯᠠᠭᠳᠠᠬᠤ ᠬᠣᠨᠣᠭ ᠮᠢᠨᠢ ᠣᠶ᠋ᠢᠷᠠᠳᠤᠭᠰᠠᠨ ᠴᠤ᠌ ᠶᠤᠮ ‍ᠤᠤ ᠬᠠᠷᠢᠬᠤ ᠬᠣᠨᠣᠭ ‍ᠢᠶ᠋ᠠᠨ ᠲᠣᠭᠠᠯᠠᠵᠤ ᠰᠠᠭᠤᠨ᠎ᠠ ᠪᠢ ᠬᠠᠪᠤᠷ ‍ᠤᠨ ᠤᠯᠠᠷᠢᠯ ᠭᠤᠷᠪᠠᠨᠲᠠ ᠡᠷᠭᠢᠭᠡᠳ ᠬᠠᠶ᠋ᠢᠷᠠᠲᠠᠢ ᠦᠷ᠎ᠡ ᠴᠢᠨᠢ ᠲᠣᠮᠣ ᠪᠣᠯᠵᠠᠢ ᠬᠠᠨᠢ ᠶ᠋ᠢᠨ ᠵᠢᠷᠭᠠᠯ ‍ᠢ ᠡᠷᠬᠡ ᠦᠭᠡᠢ ᠮᠥᠷᠥᠭᠡᠳᠦᠭᠰᠡᠭᠡᠷ ᠬᠠᠶ᠋ᠢᠷ᠎ᠠ ᠶ᠋ᠢᠨ ᠳᠠᠭᠤᠤ ᠪᠠᠨ ᠴᠢᠮ᠎ᠠ ᠳ᠋ᠠᠭᠠᠨ ᠳᠠᠭᠤᠯᠠᠶ᠎ᠠ ᠪᠦᠰᠡᠭᠦᠢ ᠪᠢ ᠴᠢᠨᠢ ᠢᠩᠭᠢᠵᠦ ᠪᠣᠳᠣᠬᠤᠯᠠᠷ ᠪᠦᠯᠢᠶᠡᠨ ᠵᠢᠷᠦᠬᠡ ᠮᠢᠨᠢ ᠤᠶᠠᠷᠠᠨ ᠬᠠᠶ᠋ᠢᠯᠵᠤ ᠪᠤᠯᠪᠠᠷᠠᠢ ᠦᠷ᠎ᠡ ᠪᠡᠨ ᠲᠡᠪᠡᠷᠢᠨ ᠮᠦᠰᠢᠶᠡᠭᠰᠡᠭᠡᠷ ᠪᠦᠪᠡᠢ ᠶ᠋ᠢᠨ ᠳᠠᠭᠤᠤ ᠪᠠᠨ ᠠᠶᠠᠯᠠᠵᠤ ᠰᠠᠭᠤᠨ᠎ᠠ ᠪᠢ ᠴᠡᠷᠢᠭ ᠪᠢ ᠴᠢᠨᠢ ᠢᠩᠭᠢᠵᠦ ᠪᠣᠳᠣᠬᠤᠯᠠᠷ ᠴᠡᠭᠡᠵᠢᠨ ᠳᠣᠲᠣᠷ᠎ᠠ ᠮᠢᠨᠢ ᠭᠠᠯ ᠳᠦᠷᠡᠯᠵᠡᠭᠡᠳ ᠴᠡᠪᠡᠷ ᠰᠡᠳᠭᠢᠯ ‍ᠦᠨ ᠤᠶᠠᠭᠠᠰᠤ ᠠᠯᠳᠠᠭᠤᠷᠠᠵᠤ ᠴᠡᠷᠢᠭ ‍ᠦᠨ ᠬᠤᠸᠠᠷᠠᠨ ᠠ᠋ᠴᠠ ᠴᠢᠮ᠎ᠠ ᠤᠷᠤᠭᠤ ᠲᠡᠮᠡᠦᠯᠦᠨ᠎ᠡ